ᠳᠡᠭᠦᠷᠭᠡ ᠳᠦ ᠵᠢᠯ ᠪᠦᠷᠢ ᠤᠯᠠᠮᠵᠢᠯᠠᠯᠲᠤ ᠪᠣᠯᠭᠠᠨ ᠵᠣᠬᠢᠶᠠᠨ ᠪᠠᠶᠢᠭᠤᠯᠤᠭᠳᠠᠳᠠᠭ ᠰᠢᠨ᠎ᠡ ᠣᠨ ᠤ ᠠᠩᠬᠠᠨ ᠤ
ᠲᠤᠰ ᠠᠷᠭ᠎ᠠ ᠬᠡᠮᠵᠢᠶᠡᠨ ᠳᠦ 1᠂000 ᠭᠠᠷᠤᠢ ᠠᠦ᠋ᠲ᠋ᠣᠮᠠᠰᠢᠨ ᠴᠤᠭᠯᠠᠷᠠᠵᠤ᠂ 5000 ᠣᠷᠴᠢᠮ ᠢᠷᠭᠡᠨ ᠢᠷᠡᠰᠦᠨ ᠡᠴᠡ 100 ᠣᠷᠴᠢᠮ ᠭᠠᠳᠠᠭᠠᠳᠤ ᠶᠢᠨ ᠵᠢᠭᠤᠯᠴᠢᠨ ᠣᠷᠣᠯᠴᠠᠵᠤ ᠡᠨᠡᠬᠦ ᠠᠷᠭ᠎ᠠ ᠬᠡᠮᠵᠢᠶᠡᠨ ᠳᠦ ᠣᠷᠣᠯᠴᠠᠬᠤ ᠢᠷᠭᠡᠳ ᠦᠨ ᠲᠣᠭ᠎ᠠ ᠥᠰᠦᠭᠰᠡᠭᠡᠷ ᠪᠠᠶᠢᠨ᠎ᠠ᠃
ᠳᠡᠭᠦᠷᠭᠡ ᠶᠢᠨ ᠵᠠᠰᠠᠭ ᠳᠠᠷᠤᠭ᠎ᠠ ᠶᠢᠨ 2023 ᠣᠨ ᠤ 11 ᠳ᠋ᠦ᠋ᠭᠡᠷ ᠰᠠᠷ᠎ᠠ ᠶᠢᠨ 07 ᠍ ᠤ ᠡᠳᠦᠷ ᠦᠨ ᠠ/212 ᠳ᠋ᠤᠭᠠᠷ ᠵᠠᠬᠢᠷᠤᠮᠵᠢ ᠪᠠᠷ 《ᠳᠤᠯᠠᠭᠠᠨ ᠪᠠᠭᠠᠬᠠᠩᠭᠠᠢ》- ᠠᠶᠠᠨ ᠵᠣᠬᠢᠶᠠᠨ ᠪᠠᠶᠢᠭᠤᠯᠤᠭᠳᠠᠵᠤ ᠪᠠᠶᠢᠨ᠎ᠠ᠃
ᠥᠷᠥ ᠶᠢᠨ ᠦᠢᠯᠡᠴᠢᠯᠡᠭᠡᠨ ᠦ 《ХУРДАН》 ᠴᠡᠭ ᠲᠤᠰ ᠳᠡᠭᠦᠷᠭᠡ ᠶᠢᠨ ᠬᠣᠶᠠᠷ ᠳᠦᠭᠡᠷ ᠬᠣᠷᠢᠶᠠᠨ ᠤ ᠪᠠᠶᠢᠷᠢᠨ ᠳᠤ ᠨᠡᠭᠡᠭᠡᠭᠳᠡᠭᠰᠡᠨ ᠪᠥᠭᠡᠳ ᠣᠫᠧᠷᠠᠲ᠋ᠣᠷ ᠤᠨ ᠭᠣᠷᠢᠮ ᠢᠶᠠᠷ ᠢᠷᠭᠡᠳ ᠲᠦ ᠦᠢᠯᠡᠴᠢᠯᠡᠵᠦ ᠪᠠᠶᠢᠨ᠎ᠠ᠃
ᠨᠡᠶᠢᠰᠯᠡᠯ ᠦᠨ ᠲᠥᠰᠦᠪ ᠦᠨ ᠬᠥᠷᠦᠩᠭᠡ ᠥᠷᠠᠭᠤᠯᠤᠯᠲᠠ ᠪᠠᠷ 2023 ᠣᠨ ᠳᠤ 9 ᠠᠵᠢᠯ ᠬᠢᠵᠦ ᠭᠦᠢᠴᠡᠳᠭᠡᠬᠦ ᠡᠴᠡ ᠣᠨ ᠳᠠᠮᠵᠢᠨ ᠬᠡᠷᠡᠭᠵᠢᠵᠦ ᠪᠠᠶᠢᠭ᠎ᠠ 525 ᠰᠠᠶ᠎ᠠ ᠲᠥᠭᠦᠷᠢᠭ 2 ᠠᠵᠢᠯ᠂ ᠰᠢᠨ᠎ᠡ ᠪᠡᠷ 450 ᠰᠠᠶ᠎ᠠ ᠲᠥᠭᠦᠷᠢᠭ ᠦᠨ ᠰᠢᠨ᠎ᠡ ᠪᠡᠷ 7 ᠠᠵᠢᠯ ᠨᠡᠶᠢᠲᠡ ᠭᠦᠢᠴᠡᠳᠬᠡᠯ 61 ᠬᠤᠪᠢ ᠲᠠᠢ ᠪᠠᠶᠢᠨ᠎ᠠ᠃
ᠣᠯᠠᠨ ᠨᠡᠶᠢᠲᠡ ᠪᠡᠷ ᠰᠠᠨᠠᠯ᠂ ᠬᠠᠤᠯᠢ ᠲᠣᠭᠲᠠᠭᠠᠮᠵᠢ ᠪᠣᠯᠤᠨ ᠵᠠᠬᠢᠷᠭᠠᠨ ᠤ ᠬᠡᠮ ᠬᠡᠮᠵᠢᠶᠡᠨ ᠦ ᠠᠺᠲ ᠤᠨ ᠲᠥᠰᠥᠯ
ᠲᠤᠰ ᠬᠣᠷᠢᠶ᠎ᠠ ᠨᠢ 6000 ᠭᠠ ᠭᠠᠵᠠᠷ ᠨᠤᠲᠤᠭ ᠲᠠᠢ ᠪᠥᠭᠡᠳ ᠪᠠᠭᠠᠬᠠᠩᠭᠠᠢ᠂ ᠪᠠᠭᠠᠨᠠᠭᠤᠷ᠂ ᠵᠠᠮ ᠤᠨ-ᠡᠭᠦᠳᠡ ᠴᠢᠭᠯᠡᠯ ᠦᠨ ᠲᠡᠮᠦᠷ ᠵᠠᠮ ᠤᠨ ᠳᠠᠭᠠᠤ ᠪᠠᠷᠠᠭᠤᠨ ᠬᠣᠶᠢᠨᠠ ᠠᠴᠠ ᠤᠷᠤᠭᠰᠢ 86 ᠺᠢᠯᠣᠮᠧᠲ᠋ᠷ ᠰᠤᠨᠵᠤ ᠲᠣᠭᠲᠠᠭᠰᠠᠨ ᠪᠠᠶᠢᠷᠢᠯᠠᠯ ᠲᠠᠢ ᠂ ᠳᠡᠭᠦᠷᠭᠡ ᠶᠢᠨ ᠲᠥᠪ ᠲᠡᠢ 7 ᠺᠢᠯᠣᠮᠧᠲ᠋ᠷ ᠬᠠᠲᠠᠭᠤ ᠬᠤᠴᠢᠯᠲᠠ ᠲᠠᠢ ᠵᠠᠮ ᠢᠶᠠᠷ ᠬᠣᠯᠪᠣᠭᠳᠠᠳᠠᠭ᠃ ᠲᠥᠪ ᠦᠨ ᠡᠷᠡᠴᠢᠮ ᠬᠦᠴᠦᠨ ᠦ ᠰᠢᠰᠲ᠋ᠧᠮ ᠳᠦ ᠪᠦᠷᠢᠨ ᠬᠣᠯᠪᠣᠭᠳᠠᠭᠰᠠᠨ ᠃
ᠮᠣᠩᠭᠣᠯ ᠤᠯᠤᠰ ᠤᠨ ᠦᠨᠳᠦᠰᠦᠨ ᠬᠠᠤᠯᠢ ᠪᠣᠯᠤᠨ ᠪᠤᠰᠤᠳ ᠬᠠᠤᠯᠢ ᠲᠣᠭᠲᠠᠭᠠᠮᠵᠢ ᠶᠢ ᠬᠡᠷᠡᠭᠵᠢᠭᠦᠯᠦᠨ ᠲᠥᠷᠦ ᠶᠢᠨ ᠦᠢᠯᠡᠴᠢᠯᠡᠭᠡ ᠶᠢ ᠢᠷᠭᠡᠳ ᠲᠦ ᠬᠥᠩᠭᠡᠨ ᠰᠢᠭᠤᠷᠬᠠᠢ ᠬᠦᠷᠭᠡᠵᠦ᠂ ᠲᠡᠳᠡᠨ ᠢ ᠠᠶᠤᠯ ᠦᠭᠡᠢ᠂ ᠡᠷᠡᠭᠦᠯ᠂ ᠲᠠᠭᠠᠲᠠᠢ ᠣᠷᠴᠢᠨ ᠳᠤ ᠠᠵᠢᠯᠯᠠᠵᠤ ᠠᠮᠢᠳᠤᠷᠠᠬᠤ ᠨᠥᠬᠥᠴᠡᠯ ᠢ ᠪᠦᠷᠢᠳᠦᠭᠦᠯᠬᠦ ᠳᠦ ᠣᠷᠣᠰᠢᠨ᠎ᠠ᠃
ᠲᠤᠰ ᠳᠡᠭᠦᠷᠭᠡ ᠨᠢ ᠮᠣᠩᠭᠣᠯ ᠤᠨ ᠲᠡᠮᠦᠷ ᠵᠠᠮ ᠤᠨ ᠳᠠᠭᠠᠤ ᠲᠠᠯᠪᠢᠭᠳᠠᠭᠰᠠᠨ ᠰᠢᠯᠢᠨ ᠺᠠᠪᠧᠯ ᠲᠠᠢ ᠬᠣᠯᠪᠣᠭᠳᠠᠭᠰᠠᠨ ᠪᠥᠭᠡᠳ АТС ᠍ ᠤᠨ ᠪᠣᠯᠤᠨ GSM ᠰᠢᠰᠲ᠋ᠧᠮ ᠦᠨ ᠡᠭᠦᠷ ᠦᠨ ᠲᠧᠯᠧᠹᠣᠨ ᠠᠰᠢᠭᠯᠠᠬᠤ ᠪᠥᠷᠢᠨ ᠪᠣᠯᠤᠮᠵᠢ ᠲᠠᠢ᠂ 10 ᠸᠠᠲ ᠤᠨ ᠴᠢᠳᠠᠯ ᠪᠦᠬᠦᠢ ᠢᠨᠲ᠋ᠧᠯᠰᠠᠲ ᠰᠢᠰᠲ᠋ᠧᠮ ᠢᠶᠡᠷ ᠲᠧᠯᠧᠸᠢᠰ ᠦᠨ ᠨᠡᠪᠲᠡᠷᠡᠭᠦᠯᠭᠡ ᠬᠦᠯᠢᠶᠡᠨ ᠠᠪᠳᠠᠭ᠃
ᠮᠡᠳᠡᠭᠡᠯᠡᠯ ᠦᠨ ᠲᠧᠭᠨᠣᠯᠣᠭᠢ ᠥᠨᠳᠥᠷ ᠬᠤᠷᠳᠤᠴᠠ ᠲᠠᠢ ᠬᠥᠭᠵᠢᠵᠦ ᠪᠤᠢ ᠡᠨᠡ ᠡᠷᠡᠨ ᠴᠠᠭ ᠲᠤ ᠡᠷᠬᠢᠮ ᠲᠠ ᠪᠦᠬᠦᠨ ᠲᠡᠢ ᠴᠠᠬᠢᠮ ᠢᠨᠲ᠋ᠧᠷᠨᠡᠲ ᠦᠨ ᠤᠷᠴᠢᠨ ᠳᠤ ᠠᠭᠤᠯᠵᠠᠵᠤ ᠪᠠᠶᠢᠭ᠎ᠠ ᠳᠤ ᠪᠠᠨ ᠨᠡᠩ ᠲᠠᠭᠠᠲᠠᠢ ᠪᠠᠶᠢᠭ᠎ᠠ ᠶᠢᠨ ᠢᠯᠳᠠᠮ ᠳᠤ ᠲᠠ ᠪᠦᠬᠦᠨ ᠳᠦ ᠪᠡᠨ ᠨᠡᠶᠢᠰᠯᠡᠯ ᠦᠨ ᠪᠠᠭᠠᠬᠠᠩᠭᠠᠢ ᠳᠡᠭᠦᠷᠭᠡ ᠶᠢᠨ ᠠᠵᠢᠯᠴᠢ ᠬᠢᠴᠢᠶᠡᠩᠭᠦᠢ ᠲᠦᠮᠡᠨ ᠣᠯᠣᠨ ᠦ ᠪᠠᠨ ᠴᠢᠨ ᠰᠡᠳᠬᠢᠯ ᠦᠨ
ᠨᠡᠶᠢᠲᠡ ᠪᠠᠭᠠᠬᠠᠩᠭᠠᠶᠢᠴᠢ ᠨᠤᠭᠤᠳ ᠤᠨ ᠢᠶᠠᠨ ᠠᠮᠤᠷ ᠮᠡᠨᠳᠦ ᠶᠢ ᠡᠷᠢᠨ ᠮᠡᠨᠳᠦᠴᠢᠯᠡᠵᠦ ᠪᠠᠶᠢᠨ᠎ᠠ᠃ ᠪᠠᠭᠠᠬᠠᠩᠭᠠᠢ ᠳᠡᠭᠦᠷᠭᠡ ᠶᠢᠨ ᠬᠥᠭᠵᠢᠯ᠂ ᠠᠷᠠᠳ ᠢᠷᠭᠡᠳ ᠦᠨ ᠢᠶᠡᠨ ᠲᠠᠪᠤ ᠲᠤᠬᠠᠢ ᠠᠵᠢᠯ ᠠᠮᠢᠳᠤᠷᠠᠯ ᠤᠨ ᠲᠥᠯᠥᠭᠡ ᠮᠥᠷᠥ ᠵᠡᠷᠭᠡᠴᠡᠨ ᠵᠢᠳᠬᠦᠵᠦ ᠢᠷᠡᠭᠰᠡᠨ ᠲᠠ ᠪᠦᠬᠦᠨ ᠳᠦ ᠪᠡᠨ ᠬᠠᠮᠤᠭ ᠤᠨ ᠰᠠᠶᠢᠨ ᠰᠠᠶᠢᠬᠠᠨ ᠪᠦᠬᠦᠨ ᠢ ᠬᠦᠰᠡᠨ ᠢᠷᠦᠭᠡᠶ᠎ᠡ᠃
ᠨᠡᠶᠢᠰᠯᠡᠯ ᠦᠨ ᠪᠠᠭᠠᠬᠠᠩᠭᠠᠢ ᠳᠡᠭᠦᠷᠭᠡ ᠨᠢ ᠤᠯᠠᠭᠠᠨᠪᠠᠭᠠᠲᠤᠷ ᠬᠣᠲᠠ ᠠᠴᠠ ᠵᠡᠭᠦᠨ ᠤᠷᠤᠭᠰᠢ 90 ᠺᠢᠯᠣᠮᠧᠲ᠋ᠷ ᠵᠠᠢ ᠳᠤ ᠣᠷᠣᠰᠢᠬᠤ ᠭᠠᠵᠠᠷ ᠵᠦᠢ ᠶᠢᠨ ᠪᠠᠶᠢᠷᠢᠰᠢᠯ ᠪᠣᠯᠤᠭᠠᠳ ᠪᠠᠶᠢᠭᠠᠯᠢ᠂ ᠴᠠᠭ ᠠᠭᠤᠷ ᠤᠨ ᠲᠠᠭᠠᠲᠠᠢ ᠨᠥᠬᠥᠴᠡᠯ ᠪᠦᠷᠢᠯᠳᠦᠭᠰᠡᠨ᠂ ᠴᠡᠪᠡᠷ ᠠᠭᠠᠷ᠂ ᠵᠠᠮ ᠬᠠᠷᠢᠯᠴᠠᠭ᠎ᠠ᠂ ᠳᠡᠳ᠋ ᠪᠦᠲᠦᠴᠡ ᠶᠢᠨ ᠬᠥᠭᠵᠢᠯ ᠰᠠᠶᠢᠲᠠᠢ ᠪᠥᠭᠡᠳ ᠳᠠᠯᠠᠢ ᠶᠢᠨ ᠲᠦᠪᠰᠢᠨ ᠡᠴᠡ ᠳᠡᠭᠡᠭᠰᠢ 1614 ᠮ ᠡᠷᠭᠦᠭᠳᠡᠭᠰᠡᠨ᠂ 14.0 ᠮᠢᠩᠭᠠᠨ ᠭᠠ ᠨᠤᠲᠤᠭ ᠳᠡᠪᠢᠰᠬᠡᠷ ᠲᠡᠢ᠂ ᠪᠠᠷᠠᠭᠤᠨ ᠪᠣᠯᠤᠨ ᠬᠣᠶᠢᠳ ᠲᠠᠯ᠎ᠠ ᠪᠠᠷ ᠢᠶᠠᠨ ᠲᠥᠪ ᠠᠶᠢᠮᠠᠭ ᠤᠨ ᠰᠡᠷᠭᠦᠯᠡᠩ ᠰᠤᠮᠤ᠂ ᠵᠡᠭᠦᠨ ᠪᠣᠯᠤᠨ ᠤᠷᠢᠳᠤ ᠲᠠᠯ᠎ᠠ ᠪᠠᠷ ᠢᠶᠠᠨ ᠪᠠᠶᠠᠨ ᠰᠤᠮᠤ ᠲᠠᠢ ᠬᠢᠯᠢ ᠵᠠᠯᠭᠠᠨ᠂ ᠤᠯᠠᠭᠠᠨᠪᠠᠭᠠᠲᠤᠷ ᠬᠣᠲᠠ ᠶᠢᠨ ᠲᠥᠪ ᠦᠨ ᠳᠦᠭᠦᠷᠭᠡ ᠨᠦᠭᠦᠳ ᠲᠡᠢ 107 ᠺᠢᠯᠣᠮᠧᠲ᠋ᠷ ᠲᠡᠮᠦᠷ ᠵᠠᠮ ᠢᠶᠠᠷ᠂ 90 ᠺᠢᠯᠣᠮᠧᠲ᠋ᠷ ᠬᠠᠲᠠᠭᠤ ᠬᠤᠴᠢᠯᠲᠠ ᠲᠠᠢ ᠠᠦ᠋ᠲ᠋ᠣ᠋ ᠵᠠᠮ ᠢᠶᠠᠷ ᠬᠣᠯᠪᠣᠭᠳᠠᠭᠰᠠᠨ ᠨᠡᠶᠢᠰᠯᠡᠯ ᠦᠨ ᠠᠯᠤᠰᠯᠠᠭᠳᠠᠭᠰᠠᠨ ᠳᠡᠭᠦᠷᠭᠡ ᠶᠤᠮ᠃